Дэлгэцийн хамгаалалттай нүдний шил авах хэрэгтэй юу?

ᠻᠤᠮᠫᠶᠤᠢᠲ᠋ᠧᠷ  ᠤᠨ ᠬᠠᠮᠠᠭᠠᠯᠠᠯᠲᠠ ᠲᠠᠦ ᠰᠢᠯᠢ ᠪᠢᠳᠡᠨ  ᠳᠤᠷ ᠬᠡᠷᠡᠭᠲᠡᠢ ᠶᠤ︖

ᠨᠢᠳᠦᠨ  ᠤ ᠰᠢᠯᠢ ᠠᠪᠤᠬᠤ ᠪᠦᠷᠢ  ᠳᠤᠷ ᠴᠢᠨᠢ ᠯᠠ "ᠻᠣᠮᠫᠶᠦ᠋ᠲ᠋ᠧᠷ  ᠤᠨ ᠬᠠᠮᠠᠭᠠᠯᠠᠯᠲᠠ ᠬᠢᠯᠭᠡᠬᠦ  ᠦᠦ︖ "ᠭᠡᠵᠦ ᠠᠰᠠᠭᠤᠳᠠᠭ ᠪᠢᠵᠡ  ᠳᠡ︖ ᠬᠠᠷᠢᠨ ᠪᠢᠳᠡ ᠪᠠᠢᠢᠩᠭᠤ ᠯᠠ ᠻᠣᠮᠫᠶᠦ᠋ᠲ᠋ᠧᠷ ᠂ ᠤᠲᠠᠰᠤ ᠰᠢᠷᠲᠡᠵᠦ ᠪᠠᠢᠢᠳᠠᠭ ᠪᠣᠯᠬᠤ ᠪᠠᠷ ᠮᠡᠳᠡᠭᠡᠵᠢ ᠯᠠ ᠬᠠᠮᠠᠭᠠᠯᠠᠯᠲᠠ ᠬᠢᠯᠭᠡᠨ᠎ᠡ᠃ ᠭᠡᠪᠴᠢ ᠡᠨᠡ ᠨᠢ ᠪᠢᠳᠡᠨ  ᠳᠤᠷ ᠦᠨᠡᠬᠡᠷ ᠠᠰᠢᠭ ᠲᠠᠢ ᠶᠤ︖ ᠦᠭᠡᠢ︕ ᠬᠠᠷᠢᠨ ᠶᠠᠭᠠᠬᠢᠭᠠᠳ ᠭᠡᠳᠡᠭ  ᠢ ᠣᠳᠤ ᠤᠩᠰᠢᠴᠠᠭᠠᠢ᠎ᠠ᠃

ᠳᠡᠯᠭᠡᠴᠡ  ᠶᠢᠨ ᠪᠤᠶᠤ ᠴᠡᠩᠭᠡᠷ ᠭᠡᠷᠡᠯ  ᠤᠨ ᠬᠠᠮᠠᠭᠠᠯᠠᠯᠲᠠ ᠲᠠᠢ ᠰᠢᠯᠢ ᠶᠠᠭᠠᠬᠢᠳᠠᠭ ᠪᠡ︖

ᠬᠤᠳᠠᠯᠳᠤᠭᠴᠢᠳ ᠶᠡᠬᠡᠪᠴᠢᠯᠡᠨ "ᠡᠨᠡᠬᠦ ᠰᠢᠯᠢ ᠨᠢ ᠴᠡᠩᠬᠡᠷ ᠭᠡᠷᠡᠯ ᠡᠴᠡ ᠲᠠᠨ  ᠤ ᠨᠢᠳᠤ  ᠶᠢ ᠬᠠᠮᠠᠭᠠᠯᠵᠤ ᠬᠠᠷᠠᠭ᠎ᠠ  ᠢ ᠮᠠᠭᠤᠳᠭ᠋ᠠᠬᠤ ᠦᠭᠡᠢ" ᠭᠡᠬᠦ ᠮᠡᠲᠤ ᠪᠡᠷ ᠬᠡᠯᠡᠭᠡᠳ᠂ ᠨᠢᠭᠡ ᠭᠡᠷᠡᠯ ᠭᠠᠷᠭᠠᠵᠤ ᠢᠷᠡᠭᠡᠳ "ᠡᠨᠡ ᠨᠢ ᠵᠦᠭᠡᠷ ᠰᠢᠯᠢ᠂ ᠡᠨᠡ ᠨᠢ ᠳᠡᠯᠭᠡᠴᠡ  ᠶᠢᠨ ᠬᠠᠮᠠᠭᠠᠯᠠᠯᠲᠠ ᠲᠠᠢ ᠰᠢᠯᠢ" ᠭᠡᠳ ᠭᠡᠷᠡᠯ ᠲᠤᠰᠭ᠋ᠠᠬᠤ ᠪᠣᠯᠤᠨ᠎ᠠ᠃ ᠡᠨᠡ ᠦᠨᠡᠨ  ᠤᠤ᠄ ᠲᠢᠢᠮᠤ᠂ ᠡᠨᠡ ᠦᠨᠡᠨ ᠲᠢᠢᠮᠤ ᠪᠣᠯ ᠶᠠᠭᠠᠬᠢᠭᠠᠳ ᠳᠡᠯᠭᠡᠴᠡ  ᠶᠢᠨ ᠬᠠᠮᠠᠭᠠᠯᠠᠯᠲᠠ ᠲᠠᠢ ᠰᠢᠯᠢ ᠠᠪᠤᠬᠤ  ᠳᠤᠷ ᠠᠰᠢᠭ ᠦᠭᠡᠢ ᠭᠡᠵᠦ᠄ ᠳᠡᠯᠭᠡᠴᠡ ᠪᠣᠯᠤᠨ ᠴᠡᠩᠬᠡᠷ ᠭᠡᠷᠡᠯ  ᠤᠨ ᠲᠠᠯ᠎ᠠ ᠪᠠᠷ ᠳᠠᠷᠠᠭ᠎ᠠ  ᠶᠢᠨ ᠭᠠᠷᠴᠠᠭ ᠡᠴᠡ ᠤᠩᠰᠢᠭᠠᠷᠠᠢ᠃

ᠴᠡᠩᠬᠡᠷ ᠭᠡᠷᠡᠯ ᠭᠡᠵᠤ ᠶᠠᠭᠤ ᠪᠡ︖

ᠴᠡᠩᠬᠡᠷ ᠭᠡᠷᠡᠯ ᠨᠢ ᠶᠠᠭ ᠰᠣᠨᠤᠰᠤᠭᠳᠠᠬᠤ ᠪᠠᠢᠢᠭ᠎ᠠ ᠰᠢᠭ ᠡ ᠁ ᠴᠡᠩᠬᠡᠷ ᠭᠡᠷᠡᠯ ᠶᠤᠮ᠃ ᠭᠡᠬᠦ  ᠳᠡᠭᠡᠨ ᠶᠠᠭᠠᠬᠢᠭᠠᠳ ᠵᠦᠪᠬᠡᠨ ᠴᠡᠩᠬᠡᠷ ᠭᠡᠷᠡᠯ  ᠢ ᠣᠨᠴᠠᠯᠠᠭᠠᠳ ᠪᠠᠢᠢᠨ᠎ᠠ ᠪᠡ ᠬᠡᠪᠡᠯ ᠴᠡᠩᠬᠡᠷ ᠭᠡᠷᠡᠯ /ᠳᠣᠯᠭᠢᠶᠠᠨ ᠤᠷᠲᠤ ᠨᠢ 380

ᠨᠮᠨᠠᠨᠥᠮᠧᠲ᠋ᠧᠷ ᠪᠤᠶᠤ ᠮᠡᠲ᠋ᠧᠷ  ᠢ ᠲᠡᠷᠪᠤᠮ ᠬᠤᠪᠢᠶᠠᠭᠰᠠᠨ ᠲᠠᠢ ᠲᠡᠩᠴᠡᠭᠦᠦ
ᠡᠴᠡ 500
ᠨᠮᠨᠠᠨᠥᠮᠧᠲ᠋ᠧᠷ ᠪᠤᠶᠤ ᠮᠡᠲ᠋ᠧᠷ  ᠢ ᠲᠡᠷᠪᠤᠮ ᠬᠤᠪᠢᠶᠠᠭᠰᠠᠨ ᠲᠠᠢ ᠲᠡᠩᠴᠡᠭᠦᠦ
ᠭᠡᠷᠡᠯ/  ᠤᠨ ᠫᠾᠣᠲ᠋ᠣᠨ ᠨᠢ ᠦᠵᠡᠭᠳᠡᠬᠦ ᠭᠡᠷᠡᠯ ᠳᠤᠮᠳᠠ ᠡᠴᠡ ᠬᠠᠮᠤᠭ  ᠤᠨ ᠶᠡᠬᠡ ᠡᠨᠧᠷᠭᠢ ᠠᠭᠤᠯᠳᠠᠭ ᠶᠤᠮ ᠪᠠᠢᠢᠨ᠎ᠠ᠃ ᠬᠠᠷᠢᠨ ᠣᠯᠠᠨ  ᠤ ᠲᠤᠮᠳᠠ ᠶᠡᠬᠡ ᠡᠨᠧᠷᠭᠢ ᠲᠡᠢ ᠫᠾᠣᠲ᠋ᠣᠮ ᠨᠢᠳᠦᠨ  ᠳᠤᠷ ᠣᠢᠢᠬᠤ ᠨᠢ ᠨᠢᠳᠦ  ᠶᠢ ᠶᠠᠳᠠᠷᠠᠭᠠᠳᠠᠭ ᠭᠡᠬᠦ ᠲᠠᠰᠢᠢ᠎ᠠ ᠦᠭᠡ ᠪᠤᠢ ᠪᠣᠯᠵᠡᠢ᠃ ᠶᠠᠭ ᠦᠨᠡᠨ  ᠳᠡᠭᠡᠨ ᠪᠢᠳᠡ ᠡᠳᠦᠷ ᠲᠤᠷ ᠬᠠᠷᠵᠤ ᠪᠤᠢ ᠴᠡᠩᠬᠡᠷ ᠭᠡᠷᠡᠯ  ᠤᠨ  ᠶᠢᠠᠨ ~80 ᠣᠷᠴᠢᠮ ᠬᠤᠪᠢ  ᠶᠢ ᠲᠩᠷᠢ ᠡᠴᠡ ᠬᠠᠷᠠᠳᠠᠭ ᠪᠠᠢᠢᠨ᠎ᠠ᠃ ᠲᠠ ᠲᠩᠷᠢ ᠤᠷᠤᠭᠤ ᠬᠠᠷᠠᠬᠤ  ᠳᠤᠷ ᠨᠢᠳᠤ ᠲᠠᠨᠢ ᠶᠠᠳᠠᠷᠠᠳᠠᠭ  ᠤᠤ︖ ᠴᠡᠩᠬᠡᠷ ᠭᠡᠷᠡᠯ  ᠤᠨ ᠨᠢᠭᠡ ᠬᠡᠴᠡᠭᠦᠦ ᠵᠦᠢᠯ ᠨᠢ ᠲᠠᠨ  ᠤ ᠨᠣᠢᠢᠷ  ᠢ ᠬᠦᠷᠭᠡᠳᠡᠭ ᠦᠭᠡᠢ ᠭᠡᠨ᠎ᠡ᠃ ᠴᠡᠩᠬᠡᠷ ᠭᠡᠷᠡᠯ ᠬᠣᠣᠷ᠎ᠠ ᠬᠦᠨᠦᠭᠡᠯ ᠦᠭᠡᠢ  ᠢ ᠪᠢᠳᠡ ᠮᠡᠳᠡᠯ᠎ᠡ᠃ ᠬᠠᠷᠢᠨ ᠣᠳᠤ ᠶᠠᠭᠤ ᠬᠣᠣᠷ᠎ᠠ ᠲᠠᠢ  ᠶᠢ ᠮᠡᠳᠡᠢ᠎ᠡ᠃

ᠬᠡᠲᠦ ᠶᠠᠭᠠᠨ ᠲᠤᠶᠠᠭ᠎ᠠ (UV)

ᠬᠡᠲᠤ ᠶᠠᠭᠠᠨ ᠲᠤᠶᠠᠭ᠎ᠠ ᠭᠡᠵᠦ ᠳᠣᠯᠭᠢᠶᠠᠨ  ᠤᠶᠷᠲᠤ ᠨᠢ 100-380 ᠨᠠᠨᠣᠮᠧᠲ᠋ᠧᠷ ᠪᠠᠢᠢᠬᠤ ᠨᠢᠳᠤ ᠪᠡᠷ ᠬᠠᠷᠠᠬᠤ ᠪᠣᠯᠣᠮᠵᠢ ᠦᠭᠡᠢ ᠭᠡᠷᠡᠯ  ᠢ ᠬᠡᠯᠡᠳᠡᠭ᠃ ᠡᠨᠡᠬᠦ ᠭᠡᠷᠡᠯ  ᠢ ᠤᠳᠠᠭᠠᠨ ᠬᠤᠭᠤᠴᠠᠭ᠎ᠠ ᠪᠠᠷ ᠬᠠᠷᠠᠬᠤ ᠨᠢ ᠨᠢᠳᠤ  ᠢ ᠭᠡᠮᠲᠦᠭᠡᠭᠦ ᠡᠴᠡ ᠭᠠᠳᠠᠨ᠎ᠠ ᠪᠢᠢ᠎ᠡ ᠪᠡᠨ UV ᠳᠣᠯᠭᠢᠶᠠᠨ  ᠳᠤᠷ ᠬᠡᠲᠤ ᠤᠳᠠᠭᠠᠨ ᠪᠠᠢᠢᠯᠭᠠᠬᠤ ᠨᠢ ᠠᠷᠢᠰᠤ ᠲᠦᠯᠡᠬᠦ᠂ ᠠᠷᠢᠰᠤᠨ  ᠤ ᠬᠣᠣᠷᠠᠲᠤ ᠬᠠᠪᠤᠳᠠᠷ ᠡᠭᠦᠰᠭᠡᠬᠦ ᠡᠷᠦᠰᠳᠡᠯ ᠲᠡᠢ ᠪᠠᠢᠢᠳᠠᠭ ᠪᠠᠢᠢᠨ᠎ᠠ᠃ ᠨᠠᠷᠠᠨ  ᠤ ᠭᠡᠷᠡᠯ  ᠤᠨ ᠨᠢᠭᠡ ᠬᠦᠷᠡᠬᠦ ᠦᠭᠡᠢ ᠬᠤᠪᠢ ᠨᠢ UV ᠪᠠᠢᠢᠳᠠᠭ ᠪᠦᠭᠡᠳ ᠡᠭᠦᠨ  ᠤ ᠡᠭᠦᠰᠭᠡᠵᠦ ᠴᠢᠳᠠᠬᠤ ᠬᠠᠮᠤᠭ  ᠤᠨ ᠠᠶᠤᠮᠠᠷ ᠵᠦᠢᠯ ᠨᠢ ᠲᠠᠨ  ᠤ ᠠᠷᠢᠰᠤ  ᠶᠢ ᠲᠦᠯᠡᠬᠦ ᠶᠤᠮ /ᠮᠡᠳᠡᠭᠡᠵᠢ ᠨᠠᠷ᠎ᠠ  ᠶᠢ ᠰᠢᠲᠡᠵᠦ ᠪᠣᠯᠬᠤ ᠦᠭᠡᠢ ᠰᠢᠦ᠂ ᠤᠳᠠᠪᠠᠯ ᠠᠶᠤᠯᠲᠠᠢ/᠃ ᠮᠦᠨ ᠣᠷᠴᠢᠨ ᠦᠢ᠎᠎ᠡ  ᠶᠢᠨ LCDLEDAMOLED ᠭᠡᠬᠦ ᠮᠡᠲᠤ ᠳᠡᠯᠴᠡᠭᠡ ᠨᠢ UV ᠳᠣᠯᠭᠢᠶᠠᠨ ᠣᠭᠲᠤ ᠢᠯᠭᠠᠷᠠᠭᠤᠯᠳᠠᠭ ᠦᠭᠡᠢ ᠭᠡᠳᠡᠭ  ᠢ ᠬᠡᠯᠡᠬᠦ  ᠳᠤᠷ ᠲᠠᠭᠠᠲᠠᠢ ᠪᠠᠢᠢᠨ᠎ᠠ᠃ ᠬᠠᠭᠤᠴᠢᠨ  ᠤ ᠳᠡᠯᠭᠡᠴᠡ ᠲᠡᠢ ᠲᠥᠬᠦᠭᠡᠷᠦᠮᠵᠢ ᠨᠤᠭᠦᠳ  ᠶᠢᠠᠨ ᠪᠠᠭ᠎ᠠ ᠠᠰᠢᠭᠯᠠᠬᠤ  ᠶᠢ ᠰᠠᠨᠠᠭᠲᠤᠨ᠂ UV ᠢᠯᠭᠠᠷᠠᠭᠤᠯᠳᠠᠭ ᠰᠢᠦ︕

ᠳᠡᠯᠭᠡᠴᠡ ᠬᠠᠷᠠᠬᠤ ᠪᠠᠷ ᠶᠠᠭᠠᠬᠢᠭᠠᠳ ᠨᠢᠳᠤ ᠶᠠᠳᠠᠷᠠᠳᠠᠭ᠂ ᠬᠠᠷᠠᠭ᠎ᠠ ᠮᠠᠭᠤᠳᠠᠳᠠᠭ ᠪᠡ︖

ᠳᠡᠯᠭᠡᠴᠡ ᠬᠠᠷᠠᠬᠤ᠂ ᠶᠡᠷᠦᠩᠬᠡᠶ  ᠳᠡᠭᠡᠨ ᠠᠩᠬᠠᠷᠤᠯ  ᠶᠢᠠᠨ ᠲᠦᠪᠯᠡᠷᠡᠭᠦᠯᠡᠬᠦ  ᠳᠡᠭᠡᠨ ᠪᠢᠳᠡ ᠨᠢᠳᠤ ᠪᠡᠨ ᠮᠠᠰᠢ ᠪᠠᠭ᠎ᠠ ᠠᠨᠢᠪᠴᠢᠳᠠᠭ ᠪᠠᠢᠢᠨ᠎ᠠ᠃ ᠨᠢᠳᠤ ᠪᠡᠨ ᠠᠨᠢᠪᠴᠢᠬᠤ ᠦᠭᠡᠢ ᠪᠠᠢᠢᠨ᠎ᠠ ᠭᠡᠳᠡᠭ ᠨᠢ ᠨᠢᠳᠤ ᠠᠮᠤᠷᠬᠠᠨ ᠬᠠᠭᠤᠷᠠᠶᠢᠰᠢᠨ᠎ᠠ ᠭᠡᠰᠡᠨ ᠦᠭᠡ ᠪᠦᠭᠡᠳ ᠬᠠᠭᠤᠷᠠᠶᠢᠰᠢᠭᠰᠠᠨ ᠨᠢᠳᠤ ᠮᠠᠰᠢ ᠠᠮᠤᠷᠬᠠᠨ ᠶᠠᠳᠠᠷᠠᠨ᠎ᠠ᠃

ᠨᠢᠳᠤ ᠪᠡᠨ ᠬᠡᠷᠬᠢᠨ ᠬᠠᠮᠠᠭᠠᠯᠠᠬᠤ ᠪᠡ︖

20-20-20 ᠳᠦᠷᠢᠮ  ᠢ ᠪᠠᠷᠢᠮᠲᠠᠯᠠ᠃ ᠳᠡᠯᠭᠡᠴᠡ ᠬᠠᠷᠠᠬᠤ  ᠳᠠᠭᠠᠨ 20 ᠮᠢᠨᠦ᠋ᠲ ᠪᠦᠷᠢ ᠳᠡᠯᠭᠡᠴᠡ ᠡᠴᠡ ᠪᠡᠨ ᠪᠠᠭ᠎ᠠ  ᠳᠠᠭᠠᠨ 20 ᠰᠧᠻᠦ᠋᠍᠍ᠨ᠍ᠳ᠋ 20 ᠠᠯᠬᠤᠮ ᠬᠣᠯᠳᠠ᠃ ᠡᠨᠡ ᠨᠢ ᠲᠠᠨ  ᠤ ᠨᠢᠳᠤ  ᠶᠢ ᠬᠠᠭᠤᠷᠠᠶᠢᠰᠢᠬᠤ᠂ ᠶᠠᠳᠠᠷᠠᠬᠤ ᠡᠴᠡ ᠬᠠᠮᠠᠭᠠᠯᠠᠨ᠎ᠠ᠃ ᠮᠦᠨ ᠳᠡᠯᠭᠡᠴᠡ  ᠶᠢᠨ  ᠶᠢᠠᠨ ᠭᠡᠷᠡᠯ  ᠢ ᠲᠣᠬᠢᠷᠠᠭᠤᠯᠵᠤ᠂ ᠳᠡᠯᠭᠡᠴᠡ ᠡᠴᠡ ᠲᠣᠬᠤᠢ ᠵᠠᠢ ᠲᠠᠢ ᠰᠠᠭᠤᠭᠠᠷᠠᠢ᠃ ᠨᠢᠳᠤ ᠴᠢᠨᠢ ᠬᠠᠭᠤᠷᠠᠶᠢᠰᠢᠪᠠᠯ ᠬᠢᠮᠡᠯ ᠨᠢᠯᠪᠤᠰᠤ ᠳᠤᠰᠠᠭᠠᠭᠠᠷᠠᠢ︕ ᠨᠡᠭᠡᠷᠡᠨ 20-20-20 ᠳᠦᠷᠢᠮ  ᠢ ᠪᠠᠷᠢᠮᠲᠠᠯᠠᠬᠤ  ᠳᠤᠷ ᠲᠤᠰᠠᠯᠠᠬᠤ ᠫᠷᠥᠭᠷᠠᠮ  ᠤᠳ ᠲᠠᠨ  ᠤ ᠠᠰᠢᠭᠯᠠᠵᠤ ᠪᠤᠢ ᠴᠠᠬᠢᠮ ᠬᠦᠲᠦᠴᠢ᠂ ᠰᠢᠰᠲ᠋ᠧᠮ  ᠳᠤᠷ ᠪᠤᠢ ᠰᠢᠦ᠂ "EyeCare", "20-20-20 rule" ᠭᠡᠬᠦ ᠮᠡᠲᠤᠴᠢᠯᠡᠨ ᠬᠠᠢᠢᠵᠤ ᠲᠠᠲᠠᠵᠤ ᠠᠪᠤᠭᠠᠷᠠᠢ᠃

ᠳ᠋ᠦᠩᠨᠡᠯᠲᠡ

ᠨᠠᠳᠠ  ᠳᠤᠷ ᠲᠩᠷᠢ ᠡᠴᠡ ᠢᠷᠡᠵᠤ ᠪᠠᠢᠢᠭ᠎ᠠ ᠭᠡᠷᠡᠯ ᠡᠴᠡ ᠬᠠᠮᠠᠭᠠᠯᠠᠬᠤ ᠬᠡᠷᠡᠭ ᠦᠭᠡᠢ ᠪᠣᠯᠤᠨ᠎ᠠ᠃ ᠲᠧᠬ᠋ᠨᠣᠯᠣᠭᠢ ᠴᠢ ᠬᠦᠭᠵᠢᠭᠡᠳ ᠳᠡᠯᠭᠡᠴᠡ  ᠶᠢᠨ ᠨᠢᠳᠤᠨ  ᠳᠤᠷ ᠤᠴᠠᠷᠠᠭᠤᠯᠬᠤ ᠬᠣᠣᠷ᠎ᠠ ᠬᠦᠨᠦᠭᠡᠯ ᠮᠠᠰᠢ ᠪᠠᠭ᠎ᠠ ᠪᠣᠯᠵᠡᠢ᠃ ᠦᠪᠡᠷ  ᠤᠨ ᠨᠢᠳᠤ ᠪᠡᠨ ᠠᠩᠬᠠᠷᠴᠤ ᠠᠮᠠᠷᠠᠭᠠᠬᠤ ᠨᠢ ᠬᠠᠮᠤᠭ  ᠤᠨ ᠰᠠᠢᠢᠨ ᠠᠷᠠᠴᠢᠯᠠᠭ᠎ᠠ ᠶᠤᠮ ᠰᠢᠦ︕ ᠶᠠᠮᠪᠠᠷ ᠴᠤ ᠰᠢᠯᠢᠨ  ᠳᠤᠷ ᠨᠠᠶ᠋ᠢᠳᠠᠬᠤ ᠬᠡᠷᠡᠭ ᠦᠭᠡᠢ᠃

Comments