ᠬᠢᠴᠢᠶᠡᠯ ᠶ᠋ᠢᠠᠨ ᠬᠢᠬᠦ ‍ᠳᠤ ᠲᠣᠬᠢᠷᠠᠮᠵᠢᠲᠠᠢ᠂ ᠲᠣᠬᠢᠯᠠᠭ ᠭᠠᠵᠠᠷ ‍ᠤᠳ

ᠬᠢᠴᠢᠶᠡᠯ ᠶ᠋ᠢᠠᠨ ᠬᠢᠬᠦ ‍ᠳᠤ ᠲᠣᠬᠢᠷᠠᠮᠵᠢᠲᠠᠢ᠂ ᠲᠣᠬᠢᠯᠠᠭ ᠭᠠᠵᠠᠷ ‍ᠤᠳ

ᠭᠡᠷ ᠲᠤ ᠪᠠᠨ ᠬᠢᠴᠢᠶᠡᠯ ᠶ᠋ᠢᠠᠨ ᠬᠢᠬᠦ ᠭᠡᠬᠦ ᠪᠡᠷ ᠳᠡᠭᠦᠦ ᠨᠠᠷ ᠴᠢᠨᠢ ᠱᠤᠤᠭᠢᠭᠠᠳ᠂ ᠡᠰᠡᠪᠡᠯ ᠠᠩᠬᠠᠷᠤᠯ ᠴᠢᠨᠢ ᠰᠠᠲᠠᠭᠠᠷᠠᠭᠠᠳ ᠬᠡᠴᠡᠭᠦᠦ ᠪᠠᠢᠢᠨ᠌ᠠ᠋ ‍ᠤᠤ︖ᠡᠰᠡᠪᠡᠯ ᠻᠣᠮᠫᠶᠦᠲ᠋ᠧᠷ ᠳᠡᠭᠡᠷ᠎‍ᠡ᠋ ᠠᠵᠢᠯ ᠶ᠋ᠢᠠᠨ ᠬᠢᠬᠦ ᠳ᠋ᠤᠷ ᠰᠠᠭᠤᠬᠤ ᠲᠣᠬᠢᠲᠠᠢ ᠭᠠᠵᠠᠷ ᠣᠯᠳᠠᠬᠤ ᠦᠭᠡᠢ ᠪᠠᠢᠢᠨ᠌ᠠ᠋ ‍ᠤᠤ︖ ᠣᠶᠤᠲᠠᠨ ‍ᠦᠳ ᠴᠤ ᠶᠠᠭᠠᠬᠢᠬᠦ ᠪᠡ᠂ ᠰᠦᠷᠭᠠᠭᠤᠯᠢ ᠶ᠋ᠢᠨ ᠶ᠋ᠢᠠᠨ ᠨᠣᠮ ‍ᠤᠨ ᠰᠠᠩ ᠳ᠋ᠤᠷ ᠰᠠᠭᠤᠨ᠌᠎‍ᠠ᠋ ᠪᠢᠵᠡ 😂😂᠃ ᠬᠠᠷᠢᠨ ᠲᠠᠨ ᠳ᠋ᠣᠷ ᠲᠣᠬᠢᠷᠠᠭᠰᠠᠨ ᠴᠦᠭᠡᠨ ᠬᠡᠳᠦᠨ ᠭᠠᠵᠠᠷ ᠰᠠᠨᠠᠯ ᠪᠣᠯᠭᠠᠢ᠎‍ᠠ᠋᠃

1᠄ ᠨᠠᠴᠤᠭᠳᠣᠷᠵᠢ ᠶ᠋ᠢᠨ ᠨᠡᠷᠡᠮᠵᠢᠲᠦ ᠨᠣᠮ ‍ᠤᠨ ᠰᠠᠩ

ᠤᠯᠤᠰ ‍ᠤᠨ ᠶᠡᠬᠡ ᠳᠡᠯᠡᠭᠦᠷᠢ ᠡᠴᠡ ᠤᠷᠣᠭᠰᠢ᠂ ᠼᠢᠷᠻ ‍ᠤᠨ ᠳᠡᠷᠭᠡᠳᠡ ᠪᠠᠢᠢᠷᠯᠠᠳᠠᠭ᠃ ᠻᠠᠷᠲ ᠨᠡᠭᠡᠭᠡᠯᠭᠡᠬᠦ ᠳ᠋ᠤᠷ 5000 ᠲᠥᠭᠦᠷᠢᠭ ᠪᠦᠭᠡᠳ ᠨᠢᠭᠡ ᠵᠢᠯ ᠦᠭᠡᠷ᠎ᠡ ᠶᠠᠭᠤ ᠴᠤ ᠲᠣᠯᠣᠬᠦ ᠦᠭᠡᠢ ᠪᠡᠷ ᠰᠠᠭᠤᠬᠤ ᠪᠣᠯᠣᠮᠵᠢ ᠲᠠᠢ᠃ ᠨᠣᠮ ᠤᠩᠰᠢᠬᠤ 2 ᠲᠡᠩᠬᠢᠮ ᠲᠠᠢ᠂ ᠡᠯᠧᠻᠲ᠋ᠷᠣᠨ ᠻᠠᠲ᠋ᠠᠯᠣᠭ ᠬᠠᠷᠠᠬᠤ ᠽᠠᠯ ᠲᠠᠢ᠂ ᠽᠠᠯ ᠳ᠋ᠣᠷ ᠬᠦᠮᠦᠰ ᠶᠦᠬᠡᠪᠴᠢᠯᠡᠨ ᠰᠠᠭᠤᠵᠤ ᠬᠢᠴᠢᠶᠡᠯ ᠶ᠋ᠢᠠᠨ ᠬᠢᠳᠡᠭ᠂ ᠪᠠᠭ᠍ᠠ᠋ ᠵᠡᠷᠭᠡ ᠴᠢᠮᠡᠭᠡ ᠲᠡᠢ᠃ ᠪᠠᠰᠠ ᠴᠠᠢ ᠶ᠋ᠢᠨ ᠭᠠᠵᠠᠷ ᠪᠤᠢ ᠰᠢᠦ᠃ ᠬᠠᠮᠤᠭ ‍ᠤᠨ ᠭᠣᠶᠣ ᠨᠢ ᠻᠠᠷᠲ᠋ ᠲᠠᠢ ᠪᠣᠯ American Corner ᠪᠤᠯᠣᠩ ᠳ᠋ᠤ ᠦᠨ᠌ᠡ᠋ ᠦᠭᠡᠢ ᠰᠠᠭᠤᠵᠤ᠂ ᠻᠣᠮᠫᠶᠦ᠋ᠲ᠋ᠧᠷ ᠠᠰᠢᠭᠯᠠᠵᠤ᠂ ᠠᠩ᠌ᠭ᠌ᠯᠢ ᠬᠡᠯᠡ ᠳᠡᠭᠡᠷ᠎‍ᠡ᠋ ᠬᠢ ᠨᠣᠮ ‍ᠤᠳ ᠶ᠋ᠢ ᠤᠩᠰᠢᠬᠤ ᠪᠣᠯᠣᠮᠵᠢᠲᠠᠢ᠃ ᠡᠭᠦᠨ ᠡᠴᠡ ᠭᠠᠳᠠᠨ᠌ᠠ᠋ American Corner ᠪᠣᠯᠣᠩ ᠠᠩᠭ᠌ᠯᠢ ᠬᠡᠯᠡᠨ ‍ᠤ ᠶᠠᠷᠢᠢ᠎‍ᠠ᠋ ᠶ᠋ᠢᠨ ᠻᠯᠥ᠋ᠪ᠂ 《Movie Night》 ᠭᠡᠬᠦ ᠮᠡᠲᠦ ᠰᠣᠨᠢᠷᠬᠠᠯᠲᠠᠢ ᠠᠷᠭ᠍ᠠ᠋ ᠬᠡᠮᠵᠢᠢ᠎‍ᠡ᠋ ᠨᠤᠭᠤᠳ ᠶ᠋ᠢ ᠵᠣᠬᠢᠶᠠᠨ ᠪᠠᠢᠢᠭᠤᠯᠳᠠᠭ᠃

2᠄ ᠲᠣᠮ ᠨ ᠲᠣᠮᠰ ᠻᠣᠹᠧ ᠱᠣᠫ

ᠬᠣᠲᠠ ᠶ᠋ᠢᠨ ᠥᠨᠴᠦᠭ ᠪᠣᠯᠣᠩ ᠪᠦᠷᠢ ᠳ᠋ᠤᠷ ᠰᠠᠯᠪᠦᠷᠢ ᠲᠠᠢ᠂ ᠲᠤᠬ᠎ᠠ ᠲᠠᠢ ᠭᠠᠵᠠᠷ ‍ᠤᠳ ‍ᠤᠨ ᠨᠢᠭᠡ᠃ ᠮᠡᠳᠡᠭᠡᠵᠢ ᠻᠣᠹᠧ ᠵᠠᠷᠤᠨ᠌ᠠ᠋᠂ ᠡᠭᠦᠨ ᠡᠴᠡ ᠭᠠᠳᠠᠨ᠌ᠠ᠋ ᠫᠷᠧᠲ᠋ᠽᠧᠯ᠂ ᠪᠢᠯᠠᠭᠤ᠂ ᠰᠧᠨ᠍ᠳ᠌ᠸᠢᠴ᠂ ᠫᠢᠽᠽᠠ ᠭᠡᠬᠦ ᠮᠡᠲᠤ ᠣᠯᠠᠨ ᠲᠦᠷᠦᠯ ‍ᠤᠨ ᠢᠳᠡᠰᠢ ᠵᠠᠷᠤᠳᠠᠭ᠃ ᠦᠨ᠌ᠡ᠋ ᠶ᠋ᠢᠨ ᠬᠤᠪᠢ ᠳ᠋ᠤᠷ ᠬᠠᠮᠤᠭ ᠶ᠋ᠢᠨ ᠬᠢᠮᠳᠠ ᠪᠣᠯᠣᠬᠤ
ᠡᠰᠫᠷᠧᠰᠰᠣ᠋ᠴᠡᠪᠡᠷ ᠬᠠᠷ᠎‍ᠠ᠋ ᠻᠣᠹᠧ
4500 ᠲᠥᠭᠦᠷᠢᠭ᠂ ᠮᠢᠨᠤ ᠤᠤᠭᠤᠬᠤ ᠳᠤᠷᠠᠲᠠᠢ ᠸᠠᠨ᠍ᠨ᠍ᠢᠯᠯᠠ ᠯᠠᠲ᠋ᠲ᠋ᠧ
venti(ᠲᠣᠮ ᠨ ᠲᠣᠮᠰ ᠳᠠᠷᠠᠭᠠᠬᠢ ᠬᠡᠮᠵᠢᠢ᠎‍ᠡ᠋ ᠶ᠋ᠢᠨ ᠤᠮᠳᠠᠭ᠍ᠠ᠋ ᠭᠠᠷᠭᠠᠳᠠᠭ᠄ Tall - ᠵᠢᠵᠢᠭ᠂ Grande - ᠳᠤᠮᠳᠠ᠂ Venti  ᠲᠣᠮ)
ᠬᠡᠮᠵᠢᠢ᠎‍ᠡ᠋ ᠲᠡᠢ ᠨᠢ 8300 ᠲᠥᠭᠦᠷᠢᠭ. ᠦ᠂ ᠪᠠᠰᠠ ᠬᠦᠭᠡᠰᠦ ᠨᠡᠮᠡᠭᠦᠯᠵᠢ ᠪᠣᠯᠤᠨ᠌ᠠ᠋ ᠰᠢᠤ᠃ ᠰᠠᠯᠪᠦᠷᠢ ᠪᠦᠷᠢ ᠡᠴᠡ ᠬᠠᠮᠢᠶᠠᠷᠠᠨ VIP, Smoking, Busniess ᠭᠡᠬᠦ ᠮᠡᠲᠤ ᠲᠠᠩᠬᠢᠮ ᠲᠠᠢ᠃ ᠵᠠᠷᠢᠮ ᠰᠠᠯᠪᠦᠷᠢ ᠨᠢ ᠬᠢᠴᠢᠶᠡᠯ ᠬᠢᠬᠦ ᠳ᠋ᠤᠷ ᠲᠣᠬᠢᠷᠠᠮᠵᠢ ᠲᠠᠢ ᠲᠣᠮ ᠰᠢᠷᠢᠭᠡ ᠲᠡᠢ 😍᠃ /ᠮᠡᠳᠡᠭᠡᠵᠢ ᠡᠨᠡ ᠴᠤ ᠭᠡᠬᠦ ᠦᠭᠡᠢ ᠻᠣᠹᠧ ᠱᠣᠫ ‍ᠦᠳ ᠳᠤᠷ ᠰᠠᠭᠤᠬᠤ ᠳ᠋ᠣᠷ ᠲᠣᠬᠢᠷᠠᠮᠵᠢᠲᠠᠢ᠂ ᠭᠡᠬᠦ ᠳ᠋ᠡᠭᠡᠨ ᠯᠠ ᠡᠨᠡ ᠰᠢᠯᠢᠳᠡᠭ ᠨᠢ/

3᠄ ᠳ᠋ᠷᠢᠮᠢ ᠳ᠋ᠷᠢᠨᠻᠰ ᠪᠠᠪᠪᠯ ᠲᠢ

ᠲᠦᠪ ᠰᠠᠯᠪᠦᠷᠢ ᠨᠢ ᠤᠷᠲᠤ ᠴᠠᠭᠠᠨ ‍ᠤ ᠡᠰᠡᠷᠭᠦ ᠲᠠᠯ᠎‍ᠠ᠋ ᠳ᠋ᠤᠷ᠂ ᠱᠠᠩᠷᠢᠯᠯᠠ ᠪᠣᠯᠤᠨ ᠪᠤᠳ᠌ᠳ᠌ᠠ ᠸᠢᠰᠲ᠋ᠠ ᠳ᠋ᠤᠷ ᠳᠡᠳ᠋ ᠰᠠᠯᠪᠦᠷᠢ ᠨᠤᠭᠤᠳ ᠲᠠᠢ᠃ /ᠡᠨᠡ ᠨᠡᠢᠢᠲᠡᠯᠡᠯ ᠳ᠋ᠤᠷ ᠲᠦᠪ ᠰᠠᠯᠪᠦᠷᠢ ᠶ᠋ᠢᠨ ᠲᠠᠯ᠎‍ᠠ᠋ ᠪᠠᠷ ᠳᠤᠷᠳᠠᠬᠤ ᠪᠣᠯᠤᠨ᠌ᠠ᠋᠃/ ᠬᠠᠮᠤᠭ ‍ᠤᠨ ᠣᠯᠠᠨ ᠲᠦᠷᠦᠯ ᠶ᠋ᠢᠠᠷ ᠬᠠᠮᠤᠭ ‍ᠤᠨ ᠠᠮᠲᠠ ᠲᠠᠢ ᠴᠠᠢ ᠬᠢᠳᠡᠭ ᠭᠠᠵᠠᠷ ᠲᠤᠷ ᠰᠡᠭᠦᠯ ‍ᠦᠨ ᠦᠢ᠎‍ᠡ᠋ ᠳ᠋ᠤᠷ ᠬᠡᠦᠬᠡᠳ ‍ᠦᠳ ᠰᠠᠭᠤᠵᠤ ᠬᠢᠴᠢᠶᠡᠯ ᠶ᠋ᠢᠠᠨ ᠬᠢᠳᠡᠭ ᠪᠣᠯᠤᠭᠰᠠᠨ ᠪᠠᠢᠢᠨ᠌ᠠ᠋ ᠯᠡ᠃ ᠣᠷᠴᠢᠨ ᠪᠣᠯ ᠦᠨᠡᠬᠡᠷ ᠲᠤᠬ᠎‍ᠠ᠋ ᠲᠠᠢ᠂ ᠬᠠᠮᠤᠭ ‍ᠤᠨ ᠭᠣᠶᠣ ᠨᠢ ᠵᠦᠭᠡᠯᠡᠨ ᠳᠡᠷ᠎‍ᠡ᠋ ᠨᠤᠭᠦᠳ ᠲᠡᠢ᠂ ᠪᠠᠰᠠ ᠬᠦᠭᠡᠷᠦᠬᠦᠨ ᠰᠦ᠋ᠸᠢᠨᠧᠷ ‍ᠦᠳ ᠲᠡᠢ᠃ ᠦᠨ᠎ᠡ ᠶ᠋ᠢᠨ ᠬᠦᠪᠢ ᠳ᠋ᠣᠷ ᠵᠢᠵᠢᠭ ᠨᠢ 7800᠂ ᠲᠣᠮ ᠨᠢ 8800᠂ ᠪᠠᠪᠪᠯ ᠲᠢ ᠳᠡᠭᠡᠷ᠎‍ᠡ᠋ ᠶ᠋ᠢᠠᠨ ᠫᠣᠫᠫᠢᠩ᠂ ᠴᠢᠢᠰ ᠭᠡᠬᠦ ᠮᠡᠲᠤ ᠵᠦᠢᠯᠡᠰ ᠨᠡᠮᠡᠭᠦᠯᠵᠦ ᠪᠣᠯᠤᠨ᠌ᠠ᠋᠃ ᠪᠠᠪᠪᠯ ᠲᠢ ᠡᠴᠡ ᠭᠠᠳᠠᠨ᠌ᠠ᠋ ᠰᠮᠦ᠋ᠲ᠋ᠢ᠂ ᠴᠠᠢ ᠭᠠᠷᠤᠨ᠌ᠠ᠋᠃

4᠄ ᠸᠧᠨ᠍ᠳᠢ ᠪᠡᠢᠢᠻᠧᠷᠢ

ᠭᠠᠳᠠᠭᠤᠷ ᠶᠠᠪᠤᠵᠤ ᠪᠠᠢᠢᠬᠤ ᠳ᠋ᠠᠭᠠᠨ ᠲᠠᠭᠠᠷᠠᠵᠤ ᠯᠠ ᠪᠠᠢᠢᠭᠰᠠᠨ ᠪᠢᠵᠡ ᠳ᠋ᠡ︖ ᠬᠢᠮᠳᠠ᠂ ᠠᠮᠳᠠ ᠲᠠᠢ ᠶᠠᠭᠤᠮ᠎‍ᠠ᠋ ᠢᠳᠡᠩᠭᠡ ᠬᠢᠴᠢᠶᠡᠯ ᠶ᠋ᠢᠡᠨ ᠬᠢᠬᠦ ᠳ᠋ᠤᠷ ᠲᠣᠬᠢᠷᠠᠮᠵᠢᠲᠠᠢ ᠭᠠᠵᠠᠷ᠃ ᠢᠳᠡᠰᠢ ᠡᠴᠡ ᠰᠠᠨᠠᠯ ᠪᠣᠯᠭᠠᠬᠤ ᠵᠤᠢᠢᠯ ᠪᠠᠢᠢᠬᠤ ᠦᠭᠡᠢ ᠡ᠂ ᠭᠡᠬᠦ ᠳ᠋ᠡᠭᠡᠨ ᠤᠮᠳᠠᠭ᠍ᠠ᠋ ᠨᠤᠭᠤᠳ ᠨᠢ ᠭᠣᠶᠣ ᠠᠮᠲᠠᠲᠠᠢ᠃

ᠦᠪᠡᠷ ‍ᠤᠨ ᠬᠢᠴᠢᠶᠡᠯ ᠬᠢᠬᠦ ᠳ᠋ᠤ ᠲᠣᠬᠢᠷᠠᠮᠵᠢ ᠲᠠᠢ᠂ ᠭᠣᠶᠣ ᠭᠡᠰᠡᠨ ᠴᠦᠬᠡᠨ ᠬᠡᠳᠦᠨ ᠭᠠᠵᠠᠷ ᠶ᠋ᠢᠠᠨ ᠣᠷᠤᠭᠤᠯᠠᠯ᠌᠎‍ᠠ᠋᠂ ᠳᠠᠷᠠᠭ᠍ᠠ᠋ ᠶ᠋ᠢᠨ ᠨᠡᠢᠢᠲᠡᠯᠡᠯ ᠶ᠋ᠢᠠᠷ ᠶᠠᠭᠤ ᠤᠩᠰᠢᠮᠠᠷ ᠪᠠᠢᠢᠨ᠌ᠠ᠋︖ ᠰᠡᠳᠬᠢᠭᠳᠡᠯ ᠳ᠋ᠤᠷ ᠪᠢᠴᠢᠭᠡᠷᠡᠢ᠃

Comments